᠓᠗ ᠳ᠋ᠤᠭᠠᠷ ᠰᠤᠷᠭᠠᠭᠤᠯᠢ ᠶ᠋ᠢᠨ ᠤᠰᠤᠨ ᠪᠠᠰᠰᠧᠶᠢᠨ᠋ ᠪᠦᠬᠦᠢ ᠰᠫᠣᠷᠲ ᠽᠠᠯ ᠤᠨ ᠪᠠᠷᠢᠯᠭᠠ ᠤᠭᠰᠠᠷᠠᠯᠲᠠ ᠶ᠋ᠢᠨ ᠠᠵᠢᠯ ᠦᠷᢉᠦᠯᠵᠢᠯᠡᠵᠦ ᠪᠠᠶᠢᠨᠠ
ᠤᠭ ᠪᠠᠷᠢᠯᠭᠠ ᠨᠢ ᠣᠯᠠᠨ ᠤᠯᠤᠰ ᠤ᠋ᠨ ᠰᠲ᠋ᠠᠨ᠋ᠳᠠᠷᠲ ᠲᠤ ᠨᠡᠶᠢᠴᠡᢉᠰᠡᠨ ᠤᠰᠤᠨ ᠪᠠᠰᠰᠧᠶᠢᠨ᠋᠂ᠰᠫᠣᠷᠲ ᠽᠠᠯ ᠪᠣᠯᠤᠨ ᠪᠠᠭᠰᠢ᠂
ᠠᠵᠢᠯᠴᠢᠳ ᠤᠨ ᠥᠷᠦᠭᠡ᠂ ᠡᠷᠡᢉᠲᠡᠢ᠂ ᠡᠮᠡᢉᠲᠡᠢ ᠬᠤᠪᠴᠠᠰᠤ ᠰᠣᠯᠢᠬᠤ ᠥᠷᠦᠭᠡ᠂ ᠱᠦᠷᠰᠢᢉᠦᠷ᠂ ᠠᠷᠢᠭᠤᠨ ᠴᠡᠪᠡᠷ ᠤᠨ ᠥᠷᠦᠭᠡ᠂
ᠲᠧᠭᠨᠢᠻ ᠤᠨ ᠵᠣᠷᠢᠭᠤᠯᠤᠯᠲᠠ ᠶ᠋ᠢᠨ ᠥᠷᠦᠭᠡ ᠨᠦ᠋ᢉᠦᠳ ᠢ ᠢᠵᠢ ᠪᠦᠷᠢᠨ ᠢ᠋ᠶᠡᠷ ᠨᠢ ᠲᠥᠯᠦᠪᠯᠡᢉᠰᠡᠨ᠃
ᠥᠨᠦᠳᠦᠷ ᠤᠨ ᠪᠠᠶᠢᠳᠠᠯ ᠢ᠋ᠶᠠᠷ ᠪᠠᠷᠢᠯᠭᠠ ᠶ᠋ᠢᠨ ᠭᠠᠳᠠᠨᠠ ᠹᠠᠰᠠᠳ᠋᠂ ᠳᠡᢉᠡᠪᠦᠷ ᠤᠭᠰᠠᠷᠠᠯᠲᠠ ᠶ᠋ᠢᠨ
ᠠᠵᠢᠯ ᠳᠠᠭᠤᠰᠴᠤ᠂ ᠳᠣᠲᠤᠷᠠ ᠵᠠᠰᠠᠯ ᠤ᠋ᠨ ᠠᠵᠢᠯ ᠦᠷᢉᠦᠯᠵᠢᠯᠡᠵᠦ ᠪᠠᠶᠢᠨᠠ᠃