x

᠙᠖᠐ ᠬᠡᠦᠬᠡᠳ ᠤᠨ ᠰᠠᠭᠤᠳᠠᠯ ᠲᠠᠢ ᠰᠤᠷᠭᠠᠭᠤᠯᠢ ᠶ᠋ᠢᠨ ᠪᠠᠷᠢᠯᠭ᠎ᠠ ᠶ᠋ᠢᠨ ᠠᠵᠢᠯ ᠦᠷᢉᠦᠯᠵᠢᠯᠡᠵᠦ ᠪᠠᠶᠢᠨ᠎ᠠ

ᠰᠤᠷᠭᠠᠭᠤᠯᠢ᠂ ᠴᠡᠴᠡᠷᠯᠢᠭᠡ ᠤᠨ ᠬᠦᠷᠲᠡᢉᠡᠮᠵᠢ ᠶ᠋ᠢ ᠨᠡᠮᠡᢉᠳᠡᢉᠦᠯᠬᠦ᠂ ᠰᠤᠷᠤᠯᠴᠠᠭᠴᠢᠳ ᠢ ᠡᠷᠡᢉᠦᠯ᠂ ᠠᠶᠤᠯ ᠦᢉᠡᠢ ᠣᠷᠴᠢᠨ ᠳ᠋ᠤ ᠰᠤᠷᠴᠤ ᠪᠣᠯᠪᠠᠰᠤᠷᠠᠬᠤ

ᠨᠥᠬᠦᠴᠡᠯ ᠢ ᠪᠦᠷᠢᠳᠦᢉᠦᠯᠬᠦ ᠵᠣᠷᠢᠯᠭ᠎ᠠ ᠪᠠᠷ ᠪᠦᠲᠦᢉᠡᠨ ᠪᠠᠶᠢᠭᠤᠯᠤᠯᠲᠠ ᠶ᠋ᠢᠨ ᠠᠵᠢᠯ ᠤ᠋ᠳ ᠢ ᠦᠶ᠎ᠡ ᠱᠠᠲᠤᠲᠠᠢ ᠪᠠᠷ ᠬᠡᠷᠡᢉᠵᠢᢉᠦᠯᠵᠦ ᠪᠠᠶᠢᠨ᠎ᠠ᠃

ᠲᠣᠳᠤᠷᠠᠭᠤᠯᠪᠠᠯ᠂ ᠪᠠᠶᠠᠨᠵᠢᠷᠦᠬᠡ ᠳᠡᢉᠦᠷᠭᠡ ᠶ᠋ᠢᠨ ᠒ ᠳ᠋ᠤᠭᠠᠷ ᠬᠣᠷᠢᠶᠠᠨ ᠳ᠋ᠤ ᠪᠠᠶᠢᠷᠢᠯᠠᠬᠤ ᠙᠖᠐ ᠬᠡᠦᠬᠡᠳ ᠤᠨ ᠰᠠᠭᠤᠳᠠᠯᠲᠠᠢ ᠰᠤᠷᠭᠠᠭᠤᠯᠢ ᠶ᠋ᠢᠨ

ᠪᠠᠷᠢᠯᠭ᠎ᠠ ᠤᠭᠰᠠᠷᠠᠯᠲᠠ ᠶ᠋ᠢᠨ ᠠᠵᠢᠯ ᠘᠔ ᠬᠤᠪᠢ ᠶ᠋ᠢᠨ ᢉᠦᠶᠢᠴᠡᠳᠭᠡᠯᠲᠡᠢ ᠦᠷᢉᠦᠯᠵᠢᠯᠡᠵᠦ ᠪᠠᠶᠢᠨ᠎ᠠ᠃