ᠨᠡᠶᠢᠲᠡ ᠶ᠋ᠢᠨ ᠵᠣᠷᠢᠭᠤᠯᠤᠯᠲᠠ ᠲᠠᠢ ᠣᠷᠤᠨ ᠰᠠᠭᠤᠴᠠᠨ ᠦ ᠳᠡᢉᠡᠪᠦᠷ ᠵᠠᠰᠠᠪᠤᠷᠢ ᠶ᠋ᠢᠨ ᠠᠵᠢᠯ ᠳᠠᠭᠤᠰᠤᠯ᠎ᠠ
ᠢᠷᢉᠡᠳ ᠤᠨ ᠲᠠᠪᠤ ᠲᠤᠬᠠᠲᠠᠢ ᠠᠮᠢᠳᠤᠷᠠᠬᠤ ᠣᠷᠴᠢᠨ ᠨᠥᠬᠦᠴᠡᠯ ᠢ ᠰᠠᠶᠢᠵᠢᠷᠠᠭᠤᠯᠬᠤ᠂ ᠬᠠᠭᠤᠴᠢᠨ ᠦ ᠣᠷᠤᠨ ᠰᠠᠭᠤᠴᠠᠨ ᠦ ᠳᠤᠯᠠᠭᠠᠨ ᠠᠯᠳᠠᠭᠳᠠᠯ ᠢ
ᠪᠠᠭᠤᠷᠠᠭᠤᠯᠬᠤ ᠵᠣᠷᠢᠯᠭ᠎ᠠ ᠪᠠᠷ ᠭᠠᠳᠠᠨ᠎ᠠ ᠹᠠᠰᠠᠳ᠋᠂ ᠳᠡᢉᠡᠪᠦᠷ ᠵᠠᠰᠠᠪᠤᠷᠢ ᠰᠢᠨᠡᠴᠢᠯᠡᠯᠲᠡ ᠶ᠋ᠢᠨ ᠠᠵᠢᠯ ᠤᠳ ᠬᠢᢉᠳᠡᠵᠦ ᠪᠠᠶᠢᠨ᠎ᠠ᠃ ᠡᠨᠡ ᠬᠦᠷᠢᠶ ᠡᠨ ᠳ᠋ᠦ
ᠬᠠᠨ-ᠠᠭᠤᠯᠠ ᠳᠡᢉᠦᠷᠭᠡ ᠶ᠋ᠢᠨ ᠑᠂ ᠒᠂ ᠓᠂ ᠗᠂ ᠑᠐᠂ ᠑᠙᠂ ᠒᠐ ᠳ᠋ᠤᠭᠠᠷ ᠬᠣᠷᠢᠶᠠᠳ ᠤᠨ ᠨᠤᠲᠤᠭ ᠳᠡᠪᠢᠰᠭᠡᠷ ᠲᠦ ᠪᠠᠶᠢᠷᠢᠯᠠᠬᠤ ᠨᠡᠶᠢᠲᠡ ᠶ᠋ᠢᠨ
ᠵᠣᠷᠢᠭᠤᠯᠤᠯᠲᠠ ᠲᠠᠢ ᠣᠷᠤᠨ ᠰᠠᠭᠤᠴᠠᠨ ᠦ ᠑᠙ ᠪᠠᠶᠢᠷᠢᠰᠢᠯ ᠤᠨ ᠨᠡᠶᠢᠲᠡ ᠑᠒᠒᠖᠒᠂᠐ ᠮ᠂ᠻᠸ ᠲᠠᠯᠠᠪᠠᠢ ᠪᠦᠬᠦᠢ ᠳᠡᢉᠡᠪᠦᠷ ᠵᠠᠰᠠᠪᠤᠷᠢ ᠶ᠋ᠢᠨ
ᠠᠵᠢᠯ ᠤᠳ ᠬᠢᢉᠳᠡᠯᠡ᠃