x

ᠬᠠᠨ᠆ᠠᠭᠤᠯᠠ ᠳᠡᢉᠦᠷᢉᠡ ᠳ᠋ᠦ ᠑᠐᠐ ᠬᠦᠬᠡᠳ ᠦᠨ ᠣᠷᠤ ᠲᠠᠢ ᠴᠡᠴᠡᠷᠯᠢᠭ ᠦᠨ ᠪᠠᠷᠢᠯᠭ᠎ᠠ ᠶ᠋ᠢ ᠤᠯᠤᠰ ᠤ᠋ᠨ ᠻᠣᠮᠢᠰᠰ ᠬᠦᠯᠢᠶᠡᠨ ᠠᠪᠤᠯ᠎ᠠ

ᠲᠤᠰ ᠴᠡᠴᠡᠷᠯᠢᢉ ᠨᠢ ᠨᠡᠶᠢᠲᠡ ᠑᠐᠔᠑᠂᠖᠒ ᠮ᠃ ᠻᠸ ᠲᠠᠯᠠᠪᠠᠢ ᠲᠠᠢ᠂ ᠨᠢᢉᠡ ᠳᠠᠪᠬᠤᠷ᠂

ᠭᠤᠷᠪᠠᠨ ᠪᠯᠣᠻ ᠪᠦᢈᠦᠢ ᠪᠠᠷᠢᠯᠭ᠎ᠠ ᠶᠤᠮ᠃ ᠲᠡᠮᠦᠷ ᠪᠧᠲ᠋ᠣᠨ᠋ ᠴᠢᠳᠬᠤᠮᠠᠯ ᠠᠷᠤᠭ ᠲᠤ ᠪᠦᠲᠦᢉᠡᠴᠡ ᠲᠡᠢ᠂

ᠳᠤᠯᠠᠭᠠᠯᠭᠠᠲᠠᠢ ᠮᠧᠲ᠋ᠠᠯ ᠬᠠᠪᠲᠠᠩ ᠹᠠᠰᠠᠳ᠋ ᠪᠣᠯᠤᠨ ᠬᠠᠪᠲᠠᠭᠠᠢ ᠳᠡᢉᠡᠪᠦᠷ ᠦ᠋ᠨ ᠰᠢᠢᠳᠦᠯᠲᠡᠢ ᠪᠡᠷ

ᠪᠠᠷᠢᠭᠳᠠᠭᠰᠠᠨ᠃ ᠴᠡᠴᠡᠷᠯᠢᢉ ᠦ᠋ᠨ ᠪᠠᠷᠢᠯᠭ᠎ᠠ ᠳ᠋ᠤ ᢈᠡᠦᢈᠡᠳ ᠦ᠋ᠨ ᠲᠠᠪᠠ ᠲᠤᠬ᠎ᠠ᠂ ᠠᠶᠤᠯ ᠦᢉᠡᠢ

ᠪᠠᠶᠢᠳᠠᠯ᠂ᠰᠤᠷᠴᠤ ᢈᠥᢉᠵᠢᢈᠦ ᠣᠷᠴᠢᠨ ᠢ᠋ ᠪᠦᠷᠢᠳᠦᢉᠦᠯᢈᠦ ᠳ᠋ᠦ ᠴᠢᢉᠯᠡᢉᠰᠡᠨ ᠳᠥᠷᠪᠡᠨ ᠪᠦᠯᠦᢉ ᠦ᠋ᠨ ᠠᠩᢉᠢ᠂

ᠳᠥᠷᠪᠡᠨ ᠤᠨᠲᠠᠯᠭ᠎ᠠ ᠶ᠋ᠢᠨ ᠪᠣᠯᠤᠨ ᠬᠤᠪᠴᠠᠰᠤ ᠰᠣᠯᠢᠬᠤ ᠥᠷᠦᢉᠡ᠂ ᠴᠢᢉᠢᠷᠠᠭᠵᠢᠭᠤᠯᠤᠯᠲᠠ ᠶ᠋ᠢᠨ ᠲᠠᠩᢈᠢᠮ᠂

ᠤᠷᠠᠯᠢᠭ ᠤ᠋ᠨ ᠽᠠᠯ ᠵᠡᠷᢉᠡ ᠶ᠋ᠢ ᠲᠥᠯᠦᠪᠯᠡᢉᠰᠡᠨ ᠶᠤᠮ᠃