x

ᠤᠨᠤᠳᠠᠭ ᠳᠤᠭᠤᠢ ᠪᠠᠷ 23 ᠣᠷᠣᠨ ᠢᠶᠠᠷ ᠠᠶᠠᠯᠠᠭᠰᠠᠨ ᠬᠦᠮᠦᠰ ᠦᠵᠡᠰᠬᠦᠯᠡᠩ ᠭᠠᠷᠭᠠᠨ᠎ᠠ

ᠭ ∙ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠳᠦ ᠮᠠᠷᠭᠠᠰᠢ ᠳᠡᠯᠡᠬᠡᠢ ᠶᠢ ᠤᠨᠤᠳᠠᠭ ᠳᠤᠭᠤᠢ ᠲᠠᠢ ᠲᠣᠭᠣᠷᠢᠨ ᠠᠶᠠᠯᠠᠭᠰᠠᠨ 《ᠲᠠᠪᠤᠨ ᠬᠤᠷᠤᠭᠤ》 ᠪᠠᠭ ᠤᠨ ᠭᠡᠰᠢᠭᠦᠨ ᠱ ∙ ᠶᠤᠨᠳᠤᠨᠳᠠᠰᠢ《ᠠᠶᠠᠯᠠᠯ ᠠᠮᠵᠢᠯᠲᠠ》 ᠨᠡᠷ᠎ᠡ ᠲᠡᠢ ᠭᠡᠷᠡᠯ ᠵᠢᠷᠤᠭ ᠤᠨ  ᠦᠵᠡᠰᠭᠦᠯᠡᠩ ᠢᠶᠡᠨ ᠭᠠᠷᠭᠠᠬᠤ ᠭᠡᠵᠦ ᠪᠠᠶᠢᠨ᠎ᠠ᠃ ᠲᠠᠪᠤᠨ ᠵᠠᠯᠠᠭᠤᠰ ᠤᠨ ᠨᠢᠭᠡᠳᠦᠯ 《ᠲᠠᠪᠤᠨ ᠬᠤᠷᠤᠭᠤ》 ᠪᠠᠭ 1992 ᠣᠨ ᠤ ᠳᠥᠷᠪᠡᠳᠦᠭᠡᠷ ᠰᠠᠷ᠎ᠠ ᠶᠢᠨ 12  ᠳᠦ ᠰᠦᠬᠡᠪᠠᠭᠠᠲᠤᠷ ᠤᠨ ᠲᠠᠯᠠᠪᠠᠢ ᠠᠴᠠ ᠭᠠᠷᠤᠭ᠎ᠠ ᠪᠠᠨ ᠡᠬᠢᠯᠡᠵᠦ 294 ᠬᠣᠨᠣᠭ ᠤᠨ ᠲᠤᠷᠰᠢ ᠳᠡᠯᠡᠬᠡᠢ ᠶᠢᠨ 23 ᠣᠷᠣᠨ ᠢᠶᠠᠷ ᠳᠠᠮᠵᠢᠨ 24000 ᠺᠢᠯᠣᠮᠧᠲ᠋ᠷ ᠵᠠᠮ ᠢ ᠠᠮᠵᠢᠯᠲᠠ ᠲᠠᠢ ᠲᠤᠭᠤᠯᠵᠤ ᠡᠬᠡ ᠣᠷᠣᠨ ᠳᠤ ᠪᠠᠨ ᠢᠷᠡᠭᠰᠡᠨ ᠪᠢᠯᠡ᠃

2018 ᠣᠨ ᠳᠤ ᠱ ∙ ᠶᠤᠨᠳᠤᠨᠳᠠᠰᠢ ᠪᠠᠭ ᠤᠨ ᠢᠶᠡᠨ ᠦᠢᠯᠡ ᠬᠡᠷᠡᠭ ᠢ ᠰᠤᠷᠲᠠᠯᠴᠢᠯᠠᠬᠤ ᠪᠠᠷ ᠤᠯᠠᠭᠠᠨᠪᠠᠭᠠᠲᠤᠷ ᠬᠣᠲᠠ ᠠᠴᠠ ᠬᠥᠪᠰᠥᠭᠥᠯ ᠠᠶᠢᠮᠠᠭ ᠤᠨ 《ᠮᠥᠰᠦᠨ ᠦ ᠪᠠᠶᠠᠷ》 ᠲᠤ ᠣᠴᠢᠵᠤ ᠣᠷᠣᠯᠴᠠᠬᠤ ᠳᠤ ᠪᠠᠨ ᠳᠣᠯᠣᠭ᠎ᠠ ᠬᠣᠨᠣᠭ ᠤᠨ ᠳᠣᠲᠣᠷ᠎ᠠ ᠳᠤᠭᠤᠢ ᠪᠠᠷ 900 ᠺᠢᠯᠣᠮᠧᠲ᠋ᠷ ᠵᠠᠮ ᠲᠤᠭᠤᠯᠤᠭᠰᠠᠨ ᠶᠤᠮ᠃ ᠮᠥᠨ 2022 ᠣᠨ ᠤ 10 ᠳ᠋ᠤᠭᠠᠷ ᠰᠠᠷ᠎ᠠ ᠳᠤ 《ᠭᠣᠪᠢ ᠶᠢᠨ ᠭᠠᠶᠢᠬᠠᠮᠰᠢᠭ》 ᠠᠶᠠᠯᠠᠯ ᠳᠤ ᠮᠣᠩᠭᠣᠯ ᠤᠨ ᠳᠤᠭᠤᠢ ᠶᠢᠨ ᠰᠫᠣᠷᠲ ᠤᠨ ᠠᠬᠠᠮᠠᠳ ᠲᠠᠮᠢᠷᠴᠢᠳ ᠲᠠᠢ ᠬᠠᠮᠲᠤ 1500 ᠺᠢᠯᠣᠮᠧᠲ᠋ᠷ ᠵᠠᠮ ᠢ ᠳᠤᠭᠤᠢ ᠪᠠᠷ ᠠᠶᠠᠯᠠᠵᠠᠢ᠃