x

ᠪᠠᠶᠠᠨᠵᠢᠷᠦᢈᠡ ᠳᠡᢉᠦᠷᢉᠡ ᠳ᠋ᠦ ᠰᠢᠨ᠎ᠡ ᠰᠤᠷᠭᠠᠭᠤᠯᠢ ᠠᠰᠢᠭᠯᠠᠯᠲᠠ ᠳ᠋ᠤ ᠣᠷᠤᠯ ᠢ᠋ᠶᠠᠨ

ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ ᠪᠠᠶᠠᠨᠵᠢᠷᠦᢈᠡ ᠳᠡᢉᠦᠷᢉᠡ ᠶ᠋ᠢᠨ ᠒᠖ ᠳ᠋᠋ᠤᠭᠠᠷ ᠬᠣᠷᠢᠶᠠᠨ ᠳ᠋ᠤ ᠪᠠᠶᠢᠷᠢᠯᠠᠬᠤ ᠣᠯᠢᠮᠫ ᠬᠣᠲᠠᠬᠠᠨ ᠳ᠋ᠤ ᠖᠔᠐ ᢈᠡᠦᢈᠡᠳ ᠦ᠋ᠨ ᠰᠠᠭᠤᠳᠠᠯ ᠲᠠᠢ ᠰᠤᠷᠭᠠᠭᠤᠯᠢ ᠶ᠋ᠢᠨ ᠪᠠᠷᠢᠯᠭ᠎ᠠ ᠠᠰᠢᠭᠯᠠᠯᠲᠠ ᠳ᠋ᠤ ᠣᠷᠤᠯ᠎ᠠ᠃ ᠲᠣᠳᠤᠷᠠᠭᠤᠯᠪᠠᠯ᠂ ᠲᠤᠰ ᠬᠣᠷᠢᠶᠠᠨ ᠳ᠋ᠤ ᠤᠯᠤᠰ ᠤ᠋ᠨ ᠰᠤᠷᠭᠠᠭᠤᠯᠢ ᠶ᠋ᠢᠨ ᠡᠷᠢᠯᠲᠡ ᢈᠡᠷᠡᢉᠴᠡᢉᠡ ᠨᠡᠩ ᠱᠠᠭᠠᠷᠳᠠᠯᠭᠠᠲᠠᠢ ᠪᠠᠶᠢᠭ᠎ᠠ ᠲᠡᠳᠦᠢ ᠦᢉᠡᠢ ᠵᠢᠱᠢᢉ ᠰᠤᠷᠭᠠᠭᠤᠯᠢ ᠶ᠋ᠢᠨ ᠪᠠᠷᠢᠯᠭ᠎ᠠ ᠶ᠋ᠢᠨ ᠵᠢᠷᠤᠭ ᠲᠥᠰᠦᠯ ᠢ᠋ ᠰᠢᠨᠡᠴᠢᠯᠡᠨ᠂ ᠭᠠᠵᠠᠷ ᠤ᠋ᠨ ᢈᠡᠮᠵᠢᠶᠡᠨ ᠳ᠋ᠦ ᠲᠠᠭᠠᠷᠠᠭᠤᠯᠤᠨ ᠰᠤᠷᠭᠠᠭᠤᠯᠢ ᠶ᠋ᠢᠨ ᠰᠲ᠋ᠠᠨ᠋ᠳᠠᠷᠲ ᠤ᠋ᠨ ᠳᠠᠭᠠᠭᠤ ᢉᠦᠢᠴᠡᠳᢈᠡᠵᠦ᠂ ᠲᠣᠮᠤ ᠵᠢᠵᠢᢉ ᠒ ᠰᠫᠣᠷᠲ ᠵᠢᠭᠠᠯ ᠲᠥᠯᠦᠪᠯᠡᠨ᠂ ᠳᠣᠲᠤᠷ᠎ᠠ ᠢᠨ᠋ᠲ᠋ᠧᠷᠢᠶᠧᠷ ᠢ᠋ ᠣᠷᠴᠢᠨ ᠦᠶ᠎ᠡ ᠶ᠋ᠢᠨ ᠰᠤᠷᠭᠠᠭᠤᠯᠢ ᠶ᠋ᠢᠨ ᠪᠠᠷᠢᠯᠭ᠎ᠠ ᠶ᠋ᠢᠨ ᠲᠥᠯᠦᠪᠯᠡᠯᠲᠡ ᠪᠡᠷ ᢉᠦᠢᠴᠡᠳᢈᠡᠵᠡᠢ᠃ ᠪᠠᠷᠢᠯᠭ᠎ᠠ ᠤᠭᠰᠠᠷᠠᠯᠲᠠ ᠨᠢ ᠓ ᠳᠠᠪᠬᠤᠷ᠂ ᠵᠣᠭᠤᠷᠢ ᠶ᠋ᠢᠨ ᠳᠠᠪᠬᠤᠷᠲᠠᠢ᠂ ᠴᠢᠯᠠᠭᠤᠨ ᢈᠥᠪᠦᠩ ᠳᠤᠯᠠᠭᠠᠯᠭ᠎ᠠ ᠲᠠᠢ ᠮᠧᠲ᠋ᠠᠯ ᠪᠠ ᠴᠢᠯᠠᠭᠤᠨ ᠹᠠᠰᠠᠳ᠋ ᢈᠢᠵᠦ᠂ ᠶᠠᠪᠠᠭᠠᠨ ᠵᠠᠮ ᠪᠣᠯᠤᠨ ᠠᠦ᠋ᠲ᠋ᠣ᠋ ᠵᠣᠭᠰᠤᠭᠠᠯ ᠤ᠋ᠨ ᠠᠵᠢᠯ ᠤ᠋ᠳ ᠢ᠋ ᢉᠦᠢᠴᠡᠳᢈᠡᢉᠰᠡᠨ ᠪᠠᠶᠢᠨ᠎ᠠ᠃ ᠲᠤᠰᠠ ᠪᠠᠷᠢᠯᠭ᠎ᠠ ᠳ᠋ᠤ ᠒᠐᠒᠕ ᠣᠨ ᠤ᠋ ᠐᠒ ᠳ᠋ᠤᠭᠠᠷ ᠰᠠᠷ᠎ᠠ ᠶ᠋ᠢᠨ ᠑᠗- ᠤ᠋ ᠡᠳᠦᠷ ᠪᠠᠶᠢᠩᠭᠤ ᠶ᠋ᠢᠨ ᠠᠰᠢᠭᠯᠠᠯᠲᠠ ᠳ᠋ᠤ ᠣᠷᠤᠭᠤᠯᠬᠤ ᠻᠣᠮᠢᠰᠰ ᠠᠵᠢᠯᠯᠠᠵᠤ ᢈᠦᠯᠢᠶᠡᠨ ᠠᠪᠤᠭᠰᠠᠨ ᠪᠥᢉᠡᠳ “ᠭᠣᠣᠯᠳᠠᠨ ᠯᠠᠶᠢᠲᠤ ᢉᠷᠦᠫ” ᠬᠬᠬᠤ ᠤᠭᠰᠠᠷᠠᠯᠲᠠ ᠶ᠋ᠢ ᢉᠦᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃