᠕᠐ ᠣᠷᠤᠲᠠᠢ ᠴᠡᠴᠡᠷᠯᠢᢉ ᠦ᠋ᠨ ᠪᠠᠷᠢᠯᠭᠠ ᠠᠰᠢᠭᠯᠠᠯᠲᠠ ᠳ᠋ᠤ ᠣᠷᠤᠯ ᠢ᠋ᠶᠠᠨ
ᠰᠦᢈᠡᠪᠠᠭᠠᠲᠤᠷ ᠳᠡᢉᠦᠷᢉᠡ ᠶ᠋ᠢᠨ ᠑᠖ ᠬᠣᠷᠢᠶᠠᠨ ᠳ᠋ᠤ ᠪᠠᠶᠢᠷᠢᠯᠠᠬᠤ ᠕᠐ ᠣᠷᠤᠲᠠᠢ ᠴᠡᠴᠡᠷᠯᠢᢉ ᠦ᠋ᠨ ᠪᠠᠷᠢᠯᠭᠠ ᠶ᠋ᠢᠨ ᠠᠵᠢᠯ ᠳᠠᠭᠤᠰᠴᠤ ᠠᠰᠢᠭᠯᠠᠯᠲᠠ ᠳ᠋ᠤ ᠪᠣᠯᠤᠯᠠ᠃ ᠲᠤᠰᠠ ᠴᠡᠴᠡᠷᠯᠢᢉ ᠦ᠋ᠨ ᠪᠠᠷᠢᠯᠭᠠ ᠨᠢ ᠲᠡᠩᢈᠡᠯᠢᢉ ᠢ᠋ᠶᠡᠷ ᠢ᠋ᠶᠡᠨ ᠑᠘᠂᠐ᠮ x᠑᠖᠂᠐ᠮᠡ ᢈᠡᠮᠵᠢᠶᠡ ᠪᠦᢈᠦᠢ ᠵᠣᠭᠤᠷᠢ ᠦᢉᠡᠢ ᠒ ᠳᠠᠪᠬᠤᠷ ᠪᠠᠷᠢᠯᠭᠠ ᠶᠤᠮ᠃ ᠴᠡᠴᠡᠷᠯᠢᢉ ᠦ᠋ᠨ ᠴᠢᠨᠠᠷ ᢈᠦᠷᠲᠡᢉᠡᠮᠵᠢ ᠶ᠋ᠢ ᠨᠡᠮᠡᢉᠳᠡᢉᠦᠯᢈᠦ᠂ ᠰᠤᠷᠤᠯᠴᠠᠭᠴᠢᠳ ᠤ᠋ᠨ ᠰᠤᠷᠤᠯᠴᠠᠬᠤ ᠣᠷᠴᠢᠨ ᠨᠥᢈᠦᠴᠡᠯ ᠢ᠋ ᠰᠠᠶᠢᠵᠢᠷᠠᠭᠤᠯᠬᠤ ᠵᠣᠷᠢᠯᠭᠠ ᠪᠠᠷ ᢈᠢᢉᠳᠡᢉᠰᠡᠨ ᠲᠤᠰ ᠴᠡᠴᠡᠷᠯᠢᢉ ᠲᠦ ᠪᠦᠯᠦᢉ ᠦ᠋ᠨ ᠠᠩᢉᠢ ᠲᠠᠩᢈᠢᠮ᠂ ᠪᠠᠭᠰᠢ ᠠᠵᠢᠯᠴᠢᠳ ᠤ᠋ᠨ ᠥᠷᠦᢉᠡ᠂ ᠳᠠᠭᠤᠤ ᢈᠥᢉᠵᠢᠮ ᠦ᠋ᠨ ᠪᠣᠯᠤᠨ ᢈᠥᢉᠵᠢᠮ ᠦ᠋ᠨ ᠵᠢᠮᠰᠡᢉ ᠦ᠋ᠨ ᠥᠷᠦᢉᠡ᠂ ᠭᠠᠯ ᠲᠣᠭᠤᠭᠠ ᠪᠣᠯᠤᠨ ᠪᠤᠰᠤᠳ ᠥᠷᠦᢉᠡ ᠲᠠᠰᠤᠯᠭᠠ ᠨᠤᠭᠤᠳ ᠢ᠋ ᠴᠢᠨᠠᠷ ᠰᠲ᠋ᠠᠨ᠋ᠳᠠᠷᠲ ᠤ᠋ᠨ ᠳᠠᠭᠠᠭᠤ ᢈᠢᠵᠦ ᢉᠦᠢᠴᠡᠳᢈᠡᠵᠡᠢ᠃ ᠡᠨᠡ ᢈᠦ ᠴᠡᠴᠡᠷᠯᠢᢉ ᠦ᠋ᠨ ᠪᠠᠷᠢᠯᠭᠠ ᠳ᠋ᠤ ᠭᠠᠯ ᠤ᠋ᠨ ᠳᠣᢈᠢᠶᠠᠯᠠᠯ᠂ ᠻᠠᠮᠧᠷᠵᠢᠭᠤᠯᠤᠯᠲᠠ ᠶ᠋ᠢ ᠪᠦᠷᠢᠨ ᠰᠠᠭᠤᠷᠢᠯᠠᠭᠤᠯᠵᠤ᠂ ᠴᠡᠴᠡᠷᠯᠢᢉ ᠦ᠋ᠨ ᠬᠠᠯᠠᠭᠠᠯᠲᠠ ᠶ᠋ᠢ ᠴᠠᢈᠢᠯᠭᠠᠨ ᠢ᠋ᠶᠠᠷ ᠰᠢᠢᠳᠦᢉᠰᠡᠨ ᠶᠤᠮ᠃ ᠲᠤᠰ ᠪᠦᠲᠦᢉᠡᠨ ᠪᠠᠶᠢᠭᠤᠯᠤᠯᠲᠠ ᠶ᠋ᠢ ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ “ᠸᠢᠯᠯᠠ ᠪᠷᠢᠳ᠋ᠵᠢ ᠬᠠᠻ” ᢉᠦᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯᠠ᠃
᠖᠔᠐ ᠬᠡᠦᠬᠡᠳ ᠦᠨ ᠰᠠᠭᠤᠳᠠᠯ ᠲᠠᠢ ᠰᠤᠷᠭᠠᠭᠤᠯᠢ ᠶᠢᠨ ᠪᠠᠷᠢᠯᠭᠠ ᠶ᠋ᠢᠨ ᠠᠵᠢᠯ ᠳᠠᠭᠤᠰᠤᠯᠠ
ᠪᠠᠶᠠᠨᠭᠣᠣᠯ ᠳᠡᢉᠦᠷᠭᠡ ᠶ᠋ᠢᠨ ᠲᠥᠪ ᠡᠮᠨᠡᠯᠭᠡ ᠪᠣᠯᠤᠨ ᠠᠬᠠᠮᠠᠳ ᠤᠨ ᠡᠮᠨᠡᠯᠭᠡ ᠶᠢᠨ ᠪᠠᠷᠢᠯᠭᠠ ᠶ᠋ᠢᠨ ᠬᠡᠰᠡᠭᠴᠢᠯᠡᠭᠰᠡᠨ ᠵᠠᠰᠠᠪᠤᠷᠢ ᠶᠢᠨ ᠠᠵᠢᠯ ᠳᠠᠭᠤᠰᠤᠯᠠ
ᠥᠷᠬᠦᠭᠡ ᠠᠮᠤᠷᠵᠢᠬᠤ ᠭᠠᠵᠠᠷ ᠤᠨ ᠶᠡᠬᠡ ᠵᠠᠰᠠᠪᠤᠷᠢ᠂ ᠰᠢᠨᠡᠴᠢᠯᠡᠯ ᠦᠨ ᠠᠵᠢᠯ ᠗᠐ ᠬᠤᠪᠢ ᠲᠠᠢ ᠦᠷᠭᠦᠯᠵᠢᠯᠡᠵᠦ ᠪᠠᠶᠢᠨᠠ
ᠴᠢᠩᠭᠡᠯᠲᠡᠢ ᠳᠡᢉᠦᠷᠭᠡ ᠶ᠋ᠢᠨ ᠡᠷᠡᠭᠦᠯ ᠮᠡᠨᠳᠦ ᠶᠢᠨ ᠲᠥᠪ ᠦᠨ ᠬᠡᠰᠡᠭᠴᠢᠯᠡᠭᠰᠡᠨ ᠶᠡᠬᠡ ᠵᠠᠰᠠᠪᠤᠷᠢ ᠶᠢᠨ ᠠᠵᠢᠯ ᠳᠠᠭᠤᠰᠤᠯᠠ
᠒᠓ ᠳ᠋ᠤᠭᠠᠷ ᠰᠤᠷᠭᠠᠭᠤᠯᠢ ᠶᠢᠨ ᠤᠰᠤᠨ ᠪᠠᠰᠰᠧᠶᠢᠨ᠋ ᠪᠦᠬᠦᠢ ᠰᠫᠣᠷᠲ ᠵᠠᠭᠠᠯᠠᠨ ᠤ ᠪᠠᠷᠢᠯᠭᠠ ᠤᠭᠰᠠᠷᠠᠯᠲᠠ ᠶᠢᠨ ᠠᠵᠢᠯ ᠳᠠᠭᠤᠰᠴᠤ᠂ ᠤᠯᠤᠰ ᠤᠨ ᠺᠣᠮᠢᠰᠰ ᠬᠦᠯᠢᠶᠡᠨ ᠠᠪᠤᠯᠠ
ᠪᠠᠶᠠᠨᠵᠢᠷᠦᠬᠡ ᠳᠡᢉᠦᠷᠭᠡ ᠶ᠋ᠢᠨ ᠒᠔ ᠳ᠋ᠤᠭᠡᠷ ᠬᠣᠷᠢᠶᠠᠨ ᠳᠤ ᠒᠐᠐ ᠣᠷᠤᠲᠠᠶ ᠴᠡᠴᠡᠷᠯᠢᠭ ᠦᠨ ᠪᠠᠷᠢᠯᠭᠠ ᠶ᠋ᠢᠨ ᠠᠵᠢᠯ ᠳᠠᠭᠤᠰᠤᠯᠠ
᠑᠕᠐᠐ ᠬᠡᠦᠬᠡᠳ ᠤᠨ ᠰᠠᠭᠤᠳᠠᠯ ᠲᠠᠢ ᠰᠤᠷᠭᠠᠭᠤᠯᠢ ᠶᠢᠨ ᠪᠠᠷᠢᠯᠭᠠ ᠶ᠋ᠢᠨ ᠠᠵᠢᠯ ᠳᠠᠭᠤᠰᠤᠯᠠ
ᠬᠣᠷᠢᠶᠠ᠂ ᠡᠷᠦᠬᠡ ᠢᠢᠨ ᠡᠮᠨᠡᠯᠭᠡ᠂ ᠴᠠᠭᠳᠠᠭᠠ ᠶᠢᠨ ᠬᠡᠰᠡᠭ ᠦᠨ ᠴᠣᠭᠴᠠᠯᠠᠪᠤᠷᠢ ᠪᠠᠷᠢᠯᠭᠠ ᠶ᠋ᠢᠨ ᠠᠵᠢᠯ ᠳᠤᠤᠰᠯᠠᠠ
᠕᠒ ᠳ᠋ᠤᠭᠠᠷ ᠴᠡᠴᠡᠷᠯᠢᠭ ᠡᠦᠨ ᠪᠠᠷᠢᠯᠭᠠ ᠠᠰᠢᠭᠯᠠᠯᠲᠠ ᠳ᠋ᠤ ᠣᠷᠤᠯ ᠢ᠋ᠶᠠᠨ
ᠲᠣᠬᠢᠵᠢᠯᠲᠠ ᠶ᠋ᠢᠨ ᠠᠵᠢᠯ ᠬᠢᢉᠳᠡᠵᠦ ᠳᠠᠭᠤᠰᠤᠯ ᠢ᠋ᠶᠠᠨ