x

᠕᠐ ᠣᠷᠤᠲᠠᠢ ᠴᠡᠴᠡᠷᠯᠢᢉ ᠦ᠋ᠨ ᠪᠠᠷᠢᠯᠭ᠎ᠠ ᠠᠰᠢᠭᠯᠠᠯᠲᠠ ᠳ᠋ᠤ ᠣᠷᠤᠯ ᠢ᠋ᠶᠠᠨ

ᠰᠦᢈᠡᠪᠠᠭᠠᠲᠤᠷ ᠳᠡᢉᠦᠷᢉᠡ ᠶ᠋ᠢᠨ ᠑᠖ ᠬᠣᠷᠢᠶᠠᠨ ᠳ᠋ᠤ ᠪᠠᠶᠢᠷᠢᠯᠠᠬᠤ ᠕᠐ ᠣᠷᠤᠲᠠᠢ ᠴᠡᠴᠡᠷᠯᠢᢉ ᠦ᠋ᠨ ᠪᠠᠷᠢᠯᠭ᠎ᠠ ᠶ᠋ᠢᠨ ᠠᠵᠢᠯ ᠳᠠᠭᠤᠰᠴᠤ ᠠᠰᠢᠭᠯᠠᠯᠲᠠ ᠳ᠋ᠤ ᠪᠣᠯᠤᠯ᠎ᠠ᠃ ᠲᠤᠰᠠ ᠴᠡᠴᠡᠷᠯᠢᢉ ᠦ᠋ᠨ ᠪᠠᠷᠢᠯᠭ᠎ᠠ ᠨᠢ ᠲᠡᠩᢈᠡᠯᠢᢉ ᠢ᠋ᠶᠡᠷ ᠢ᠋ᠶᠡᠨ ᠑᠘᠂᠐ᠮ x᠑᠖᠂᠐ᠮ᠎ᠡ ᢈᠡᠮᠵᠢᠶ᠎ᠡ ᠪᠦᢈᠦᠢ ᠵᠣᠭᠤᠷᠢ ᠦᢉᠡᠢ ᠒ ᠳᠠᠪᠬᠤᠷ ᠪᠠᠷᠢᠯᠭ᠎ᠠ ᠶᠤᠮ᠃ ᠴᠡᠴᠡᠷᠯᠢᢉ ᠦ᠋ᠨ ᠴᠢᠨᠠᠷ ᢈᠦᠷᠲᠡᢉᠡᠮᠵᠢ ᠶ᠋ᠢ ᠨᠡᠮᠡᢉᠳᠡᢉᠦᠯᢈᠦ᠂ ᠰᠤᠷᠤᠯᠴᠠᠭᠴᠢᠳ ᠤ᠋ᠨ ᠰᠤᠷᠤᠯᠴᠠᠬᠤ ᠣᠷᠴᠢᠨ ᠨᠥᢈᠦᠴᠡᠯ ᠢ᠋ ᠰᠠᠶᠢᠵᠢᠷᠠᠭᠤᠯᠬᠤ ᠵᠣᠷᠢᠯᠭ᠎ᠠ ᠪᠠᠷ ᢈᠢᢉᠳᠡᢉᠰᠡᠨ ᠲᠤᠰ ᠴᠡᠴᠡᠷᠯᠢᢉ ᠲᠦ ᠪᠦᠯᠦᢉ ᠦ᠋ᠨ ᠠᠩᢉᠢ ᠲᠠᠩᢈᠢᠮ᠂ ᠪᠠᠭᠰᠢ ᠠᠵᠢᠯᠴᠢᠳ ᠤ᠋ᠨ ᠥᠷᠦᢉᠡ᠂ ᠳᠠᠭᠤᠤ ᢈᠥᢉᠵᠢᠮ ᠦ᠋ᠨ ᠪᠣᠯᠤᠨ ᢈᠥᢉᠵᠢᠮ ᠦ᠋ᠨ ᠵᠢᠮᠰᠡᢉ ᠦ᠋ᠨ ᠥᠷᠦᢉᠡ᠂ ᠭᠠᠯ ᠲᠣᠭᠤᠭ᠎ᠠ ᠪᠣᠯᠤᠨ ᠪᠤᠰᠤᠳ ᠥᠷᠦᢉᠡ ᠲᠠᠰᠤᠯᠭ᠎ᠠ ᠨᠤᠭᠤᠳ ᠢ᠋ ᠴᠢᠨᠠᠷ ᠰᠲ᠋ᠠᠨ᠋ᠳᠠᠷᠲ ᠤ᠋ᠨ ᠳᠠᠭᠠᠭᠤ ᢈᠢᠵᠦ ᢉᠦᠢᠴᠡᠳᢈᠡᠵᠡᠢ᠃ ᠡᠨᠡ ᢈᠦ ᠴᠡᠴᠡᠷᠯᠢᢉ ᠦ᠋ᠨ ᠪᠠᠷᠢᠯᠭ᠎ᠠ ᠳ᠋ᠤ ᠭᠠᠯ ᠤ᠋ᠨ ᠳᠣᢈᠢᠶᠠᠯᠠᠯ᠂ ᠻᠠᠮᠧᠷᠵᠢᠭᠤᠯᠤᠯᠲᠠ ᠶ᠋ᠢ ᠪᠦᠷᠢᠨ ᠰᠠᠭᠤᠷᠢᠯᠠᠭᠤᠯᠵᠤ᠂ ᠴᠡᠴᠡᠷᠯᠢᢉ ᠦ᠋ᠨ ᠬᠠᠯᠠᠭᠠᠯᠲᠠ ᠶ᠋ᠢ ᠴᠠᢈᠢᠯᠭᠠᠨ ᠢ᠋ᠶᠠᠷ ᠰᠢᠢᠳᠦᢉᠰᠡᠨ ᠶᠤᠮ᠃ ᠲᠤᠰ ᠪᠦᠲᠦᢉᠡᠨ ᠪᠠᠶᠢᠭᠤᠯᠤᠯᠲᠠ ᠶ᠋ᠢ ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ “ᠸᠢᠯᠯᠠ ᠪᠷᠢᠳ᠋ᠵᠢ ᠬᠠᠻ” ᢉᠦᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃