x

᠒᠐᠒᠔ ᠣᠨ ᠤ᠋ ᠲᠠᠶᠢᠯᠤᠨ ᠤ᠋ ᠬᠤᠷᠠᠯ ᠪᠣᠯᠤᠯ᠎ᠠ

ᠨᠡᠶᠢᠰᠯᠡᠯ ᠦ᠋ᠨ ᢈᠡᠮᠵᠢᠶᠡᠨ ᠳ᠋ᠦ ᢈᠢᠵᠦ ᢈᠡᠷᠡᢉᠵᠢᢉᠦᠯᠵᠦ ᠪᠠᠶᠢᠭ᠎ᠠ ᠲᠥᠰᠦᠯ ᠠᠷᠭ᠎ᠠ ᢈᠡᠮᠵᠢᠶ᠎ᠡ᠂ ᢈᠥᠷᠦᠩᢉᠡ ᠣᠷᠤᠭᠤᠯᠤᠯᠲᠠ᠂ ᠪᠦᠲᠦᢉᠡᠨ ᠪᠠᠶᠢᠭᠤᠯᠤᠯᠲᠠ ᠶ᠋ᠢᠨ ᠠᠵᠢᠯ ᠤ᠋ᠨ ᠶᠠᠪᠤᠴᠠ᠂ ᢉᠦᠢᠴᠡᠳᢈᠡᠯ᠂ ᠲᠥᠯᠦᠪᠯᠡᢉᠡᠨ ᠦ᠋ ᠪᠡᠶᠡᠯᠡᠯᠲᠡ ᠶ᠋ᠢᠨ ᠲᠠᠯᠠᠭᠠᠷ ᢈᠡᠯᠲᠡᠰ ᠲᠤᠰ ᠪᠦᠷᠢ ᠲᠠᠶᠢᠯᠤᠨ ᠢ᠋ᠶᠠᠨ ᠲᠠᠨᠢᠯᠴᠠᠭᠤᠯᠤᠯ᠎ᠠ᠃ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠤ᠋ᠨ ᠒᠐᠒᠔ ᠣᠨ ᠤ᠋ ᠲᠥᠯᠦᠪᠯᠡᢉᠡ ᠙᠘ ᠬᠤᠪᠢ ᠶ᠋ᠢᠨ ᢉᠦᠶᠢᠴᠡᠳᢈᠡᠯ ᠲᠡᠢ ᠠᠵᠢᠯᠯᠠᠭᠰᠠᠨ ᠪᠠᠶᠢᠨ᠎ᠠ᠃

ᠬᠤᠷᠠᠯ ᠤ᠋ᠨ ᠦᠶ᠎ᠡ ᠪᠡᠷ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠦᠶᠢᠯᠡ ᠠᠵᠢᠯᠯᠠᠭᠠᠨ ᠳ᠋ᠤ ᠪᠠᠨ ᠴᠢᠨᠠᠷ ᠤ᠋ᠨ ᠮᠧᠨᠧᠵᠮᠧᠨᠲ ᠦ᠋ᠨ ᠲᠣᠭᠲᠠᠯᠴᠠᠭᠠᠨ ᠤ᠋ MNS ISO ᠙᠐᠐᠑:᠒᠐᠑᠕ ᠰᠲ᠋ᠠᠨᠳᠠᠷᠲ᠂ ᠲᠥᠰᠦᠯ ᠦ᠋ᠨ ᠮᠧᠨᠧᠵᠮᠧᠨᠲ ᠦ᠋ᠨ ᠠᠷᠭ᠎ᠠ ᠵᠦᠢ ᠶ᠋ᠢᠨ ᠵᠢᠭᠠᠪᠤᠷᠢ MNS ISO ᠒᠑᠕᠐᠐:᠒᠐᠑᠗ ᠰᠲ᠋ᠠᠨ᠋ᠳᠠᠷᠲ ᠤ᠋ᠳ ᠢ᠋ ᠠᠮᠵᠢᠯᠲᠠ ᠲᠠᠢ ᠨᠡᠪᠲᠡᠷᠡᢉᠦᠯᠵᠦ᠂ ᠪᠠᠲᠤᠯᠠᠮᠵᠢ ᢉᠡᠷᠡᠴᠢᠯᠡᢉᠡ ᠪᠡᠨ ᠭᠠᠷᠳᠠᠨ ᠠᠪᠤᠯ᠎ᠠ᠃

ᠮᠥᠨ ᠠᠵᠢᠯ ᢈᠥᠳᠡᠯᠮᠦᠷᠢ ᠪᠡᠷ ᠢ᠋ᠶᠡᠨ ᠬᠠᠮᠲᠤ ᠣᠯᠠᠨ ᠢ᠋ᠶᠠᠨ ᠬᠣᠰᠢᠭᠤᠴᠢᠯᠠᠭᠰᠠᠨ ᠣᠨ ᠤ᠋ ᠰᠢᠯᠢᠳᠡᢉ ᠦ᠋ᠳ ᠢ᠋ ᠵᠠᠷᠯᠠᠨ ᠤᠷᠮᠠᠰᠢᠭᠤᠯᠤᠯ ᠢ᠋ᠶᠠᠨ᠃