x

ᠪᠠᠭᠠᠨᠠᠭᠤᠷ ᠡᠷᠴᠢᠮ ᢈᠦᠴᠦ ᠬᠤᠷᠠᠮᠲᠤᠯᠠᠭᠤᠷ ᠤ᠋ᠨ ᠰᠲ᠋ᠠᠨᠼᠢ ᠠᠰᠢᠭᠯᠠᠯᠲᠠ ᠳ᠋ᠤ ᠣᠷᠤᠯ᠎ᠠ

ᠨᠡᠶᠢᠰᠯᠡᠯ ᠦ᠋ᠨ ᠪᠠᠭᠠᠨᠠᠭᠤᠷ ᠳᠡᢉᠦᠷᢉᠡ ᠶ᠋ᠢᠨ I ᠬᠣᠷᠢᠶᠠᠨ ᠤ᠋ ᠨᠤᠲᠤᠭ ᠳᠡᠪᠢᠰᢈᠡᠷᠲᠦ “ᠪᠠᠭᠠᠨᠠᠭᠤᠷ” ᠴᠠᢈᠢᠯᠭᠠᠨ ᠲᠦᢉᠡᢉᠡᢈᠦ ᠳᠡᠳ ᠰᠲ᠋ᠠᠨᠼᠢ ᠶ᠋ᠢ ᠲᠦᠰᠢᢉᠯᠡᠨ ᠕ ᠭᠠ ᠲᠠᠯᠠᠪᠠᠢ ᠳ᠋ᠤ ᠪᠠᠷᠢᠭᠳᠠᠵᠤ ᠪᠤᠢ ᠕᠐ᠮᠪᠲᠦ ᠶ᠋ᠢᠨ ᢈᠦᠴᠦᠨ ᠴᠢᠳᠠᠯ ᠲᠠᠢ ᠒᠐᠐ᠮᠡᠲᠦ ᠪᠠᠭᠲᠠᠭᠠᠮᠵᠢ ᠪᠦᢈᠦᠢ ᠪᠠᠲ᠋ᠠᠷᠧᠢ ᠬᠤᠷᠠᠮᠲᠤᠯᠠᠭᠤᠷ ᠤ᠋ᠨ ᠰᠲ᠋ᠠᠨᠼᠢ ᠶ᠋ᠢᠨ ᠪᠦᠲᠦᢉᠡᠨ ᠪᠠᠶᠢᠭᠤᠯᠤᠯᠲᠠ ᠠᠮᠵᠢᠯᠲᠠᠲᠠᠢ ᢈᠡᠷᠡᢉᠵᠢᠵᠦ ᠳᠠᠭᠤᠰᠤᠯᠤᠭ᠎ᠠ᠃
ᠵᠠᠰᠠᠭ ᠤ᠋ᠨ ᠭᠠᠵᠠᠷ ᠤ᠋ᠨ ᠡᠷᠴᠢᠮ ᢈᠦᠴᠦᠨ ᠦ᠋ ᠰᠡᠷᢉᠦᠯᠲᠡ ᠶ᠋ᠢᠨ ᢈᠦᠷᠢᠶᠡᠨ ᠳ᠋ᠦ ᠲᠥᠪ ᠦ᠋ᠨ ᠪᠣᠯᠤᠨ ᠳᠣᠷᠤᠨᠠᠳᠤ ᠪᠦᠰᠡ ᠶ᠋ᠢ ᠡᠷᠴᠢᠮ ᢈᠦᠴᠢ ᠪᠡᠷ ᠬᠠᠩᠭᠠᠬᠤ ᠭᠣᠣᠯ ᠵᠠᠩᢉᠢᠯᠠᠭ᠎ᠠ ᠨᠢ ᠪᠠᠭᠠᠨᠠᠭᠤᠷ ᠳᠡᢉᠦᠷᢉᠡ ᠤᠴᠢᠷ ᠠ᠋ᠴᠠ ᠡᠨᠡ ᢈᠦ ᠪᠠᠲ᠋ᠠᠷᠧᠢ ᠬᠤᠷᠢᠶᠠᠭᠤᠷ ᠤ᠋ᠨ ᠰᠲ᠋ᠠᠨᠼᠢ ᠠᠰᠢᠭᠯᠠᠯᠲᠠ ᠳ᠋ᠤ ᠣᠷᠤᠭᠰᠠᠨ ᠢ᠋ᠶᠠᠷ ᠲᠥᠪ ᠦ᠋ᠨ ᠪᠦᠰᠡ ᠶ᠋ᠢᠨ ᠡᠷᠴᠢᠮ ᢈᠦᠴᠦᠨ ᠦ᠋ ᠰᠢᠰᠲ᠋ᠧᠮ ᠦ᠋ᠨ ᠳᠠᠪᠲᠠᠮᠵᠢ ᠲᠣᢈᠢᠷᠠᠭᠤᠯᠭ᠎ᠠ ᢈᠢᢈᠦ᠂ ᠡᠪᠦᠯ ᠦ᠋ᠨ ᠣᠷᢉᠢᠯ ᠠᠴᠢᠶᠠᠯᠠᠯ ᠢ᠋ ᢈᠥᠩᢉᠡᠪᠴᠢᠯᠡᢈᠦ ᠪᠤᠶᠤ ᠰᠢᠰᠲ᠋ᠧᠮ ᠦ᠋ᠨ ᠦᠶᠢᠯᠡ ᠠᠵᠢᠯᠯᠠᠭᠠᠨ ᠳ᠋ᠤ ᠭᠠᠷᠬᠤ ᠴᠢᠳᠠᠯ ᠤ᠋ᠨ ᠳᠤᠲᠠᠭᠳᠠᠯ ᠢ᠋ ᠪᠠᠶᠢᠭᠠᠯᠢ ᠣᠷᠴᠢᠨ ᠳ᠋ᠤ ᠡᢉᠡᠯᠢ ᠲᠡᠢ ᠨᠣᠭᠤᠭᠠᠨ ᠡᠷᠴᠢᠮ ᢈᠦᠴᠦᠨ ᠦ᠋ ᠡᢈᠡ ᠡᢉᠦᠰᠪᠦᠷᠢ ᠪᠡᠷ ᠬᠠᠩᠭᠠᠬᠤ ᠵᠡᠷᢉᠡ ᠣᠯᠠᠨ ᠲᠠᠯ᠎ᠠ ᠶ᠋ᠢᠨ ᠠᠴᠢ ᠬᠣᠯᠪᠤᠭᠳᠠᠯ ᠲᠠᠢ᠃
ᠪᠠᠲ᠋ᠠᠷᠧᠢ ᠬᠤᠷᠠᠮᠲᠤᠯᠠᠭᠤᠷ ᠤ᠋ᠨ ᠰᠲ᠋ᠠᠨᠼᠢ ᠠᠰᠢᠭᠯᠠᠯᠲᠠ ᠳ᠋ᠤ ᠣᠷᠤᠭᠰᠠᠨ ᠢ᠋ᠶᠠᠷ ᠰᠥᠨᠢ ᠶ᠋ᠢᠨ ᠴᠠᠭ ᠲᠤ ᠦᠶᠢᠯᠡᠳᠪᠦᠷᠢᠯᠡᢉᠰᠡᠨ ᠢᠯᠡᢉᠦᠳᠡᠯ ᠡᠷᠴᠢᠮ ᢈᠦᠴᠦ ᠶ᠋ᠢ ᠬᠤᠷᠢᠶᠠᠭᠠᠳ᠂ ᠣᠷᢉᠢᠯ ᠠᠴᠢᠶᠠᠯᠠᠯ ᠤ᠋ᠨ ᠦᠶ᠎ᠡ ᠳ᠋ᠦ ᠲᠥᠪ ᠦ᠋ᠨ ᠰᠢᠰᠲ᠋ᠧᠮ ᠳ᠋ᠦ ᠪᠤᠴᠠᠭᠠᠨ ᠨᠡᠶᠢᠯᠡᢉᠦᠯᢈᠦ ᠪᠣᠯᠤᠮᠵᠢ ᠪᠦᠷᠢᠳᠴᠦ ᠪᠠᠶᠢᠨ᠎ᠠ᠃
ᠨᠡᠶᠢᠰᠯᠡᠯ ᠦ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ ᠲᠤᠰᠠ ᠰᠲ᠋ᠠᠨᠼᠢ ᠶ᠋ᠢᠨ ᠠᠵᠢᠯ ᠢ᠋ ᠶᠡᠷᠦᠩᢈᠡᠢ ᢉᠦᠶᠢᠴᠡᠳᢈᠡᢉᠴᠢ ᠪᠡᠷ ᠪᠩᠬᠠᠭᠤ ᠠ᠆ ᠤ᠋ᠨ “ᠡᠨᠸᠢᠵᠢᠨ ᠡᠨᠧᠷᠵᠢ” ᢈᠾᠻᠠ᠂ ᠲᠤᠰᠠᠯᠠᠨ ᢉᠦᠶᠢᠴᠡᠳᢈᠡᢉᠴᠢ ᠪᠡᠷ “ᠮᠣᠩᠬᠤᠷᠤᠰ ᠢᠨᠲ᠋ᠧᠷᠨᠡᠰᠢᠨᠯᠡ” ᠬᠬᠤᠻ ᢉᠦᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃