x

ᠪᠠᠭ᠎ᠠ ᠰᠤᠷᠭᠠᠭᠤᠯᠢ᠂ ᠴᠡᠴᠡᠷᠯᠢᢉ ᠦ᠋ᠨ ᠴᠣᠭᠴᠠᠯᠠᠪᠤᠷᠢ ᠠᠰᠢᠭᠯᠠᠯᠲᠠ ᠳ᠋ᠤ ᠣᠷᠤᠬᠤ ᠳ᠋ᠤ ᠪᠡᠯᠡᠨ ᠪᠣᠯᠤᠯᠤᠭ᠎ᠠ

ᠪᠠᠶᠠᠨᠭᠣᠣᠯ ᠳᠡᢉᠦᠷᢉᠡ ᠶ᠋ᠢᠨ ᠑᠐ ᠳ᠋ᠤᠭᠠᠷ ᠬᠣᠷᠢᠶᠠᠨ ᠳ᠋ᠤ ᠒᠘᠐ ᢈᠡᠦᢈᠡᠳ ᠦ᠋ᠨ ᢈᠦᠴᠦᠨ ᠴᠢᠳᠠᠯ ᠲᠠᠢ ᠪᠠᠭ᠎ᠠ ᠰᠤᠷᠭᠠᠭᠤᠯᠢ᠂ ᠴᠡᠴᠡᠷᠯᠢᢉ ᠦ᠋ᠨ ᠴᠣᠭᠴᠠᠯᠠᠪᠤᠷᠢ ᠶ᠋ᠢᠨ ᠪᠠᠷᠢᠯᠭ᠎ᠠ ᠶ᠋ᠢᠨ ᠠᠵᠢᠯ ᠳᠠᠭᠤᠰᠤᠯᠤᠭ᠎ᠠ᠃

ᠲᠤᠰ ᠪᠠᠷᠢᠯᠭ᠎ᠠ ᠨᠢ ᠠ᠂ ᠪ᠂ ᠸ ᠪᠯᠣᠻ ᠪᠦᢈᠦᠢ ᠵᠣᠭᠤᠷᠢ ᠦᢉᠡᠢ ᠒ ᠳᠠᠪᠬᠤᠷ ᠪᠠᠷᠢᠯᠭ᠎ᠠ ᠪᠥᢉᠡᠳ ᠪᠦᠯᠦᢉ ᠦ᠋ᠨ ᠥᠷᠦᢉᠡ᠂ ᠪᠠᠭᠰᠢ ᠨᠠᠷ ᠤ᠋ᠨ ᠥᠷᠦᢉᠡ᠂ ᠰᠫᠣᠷᠲ ᠽᠠᠯ᠂ ᠤᠷᠠᠯᠢᠭ ᠽᠠᠯ᠂ ᠡᠮᠴᠢ ᠶ᠋ᠢᠨ ᠥᠷᠦᢉᠡ᠂ ᠬᠤᠪᠴᠠᠰᠤ ᠰᠣᠯᠢᠬᠤ ᠥᠷᠦᢉᠡ᠂ ᠭᠠᠯ ᠲᠣᠭᠤᠭ᠎ᠠ᠂ ᠠᠷᠢᠭᠤᠨ ᠴᠡᠪᠡᠷ ᠦ᠋ᠨ ᠥᠷᠦᢉᠡ᠂ ᠪᠣᠯᠤᠨ ᠪᠤᠰᠤᠳ ᠥᠷᠦᢉᠡ ᠲᠠᠰᠤᠯᠭ᠎ᠠ ᠨᠤᠭᠤᠳ ᠠ᠋ᠴᠠ ᠪᠦᠷᠢᠳᠦᢉᠰᠡᠨ ᠵᠣᢈᠢᠶᠠᠨ ᠪᠠᠶᠢᠭᠤᠯᠤᠯᠲᠠ ᠲᠠᠢ᠃

ᠲᠤᠰ ᠠᠵᠢᠯ ᠢ᠋ ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ “ᠱᠣᠩᠬᠤᠷᠴᠢᠨ ᢈᠢᠻᠠ” ᢉᠦᠶᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃