x

ᠮᠣᠩᠭᠤᠯ ᠥᠪ ᠤᠯᠠᠮᠵᠢᠯᠠᠯ᠂ ᠶᠣᠰᠤ ᠵᠠᠩᠰᠢᠯ ᠤ᠋ᠨ ᠥᠷᢉᠦᢉᠡ ᠑᠐᠐ ᠣᠷᠤᠲᠠᠢ ᠴᠡᠴᠡᠷᠯᠢᢉ ᠠᠰᠢᠭᠯᠠᠯᠲᠠ ᠳ᠋ᠤ ᠣᠷᠤᠯ᠎ᠠ

ᠪᠠᠶᠠᠨᠵᠢᠷᠦᢈᠡ ᠳᠡᢉᠦᠷᢉᠡ ᠶ᠋ᠢᠨ ᠒᠘ ᠳ᠋ᠤᠭᠠᠷ ᠬᠣᠷᠢᠶ᠎ᠠ᠂ ᠖ ᠳ᠋ᠤᠭᠠᠷ ᠴᠡᠴᠡᠷᠯᠢᢉ ᠦ᠋ᠨ ᠳᠡᠷᢉᠡᠳᠡ ᠑᠐᠐ ᠣᠷᠤ ᠲᠠᠢ ᠰᠢᠨ᠎ᠡ ᠴᠡᠴᠡᠷᠯᠢᢉ ᠦ᠋ᠨ ᠪᠠᠷᠢᠯᠭ᠎ᠠ ᠤᠭᠰᠠᠷᠠᠯᠲᠠ᠂ ᠳᠣᠲᠤᠷ᠎ᠠ ᠵᠠᠰᠠᠯ᠂ ᠢᠨ᠋ᠵᠧᠨᠧᠷ ᠦ᠋ᠨ ᠱᠤᠭᠤᠮ ᠰᠦᠯᠵᠢᠶ᠎ᠡ᠂ ᠴᠠᢈᠢᠯᠭᠠᠨ ᠬᠣᠯᠪᠤᠯᠲᠠ᠂ ᠳᠣᢈᠢᠶᠠᠯᠠᠯ ᠤ᠋ᠨ ᠠᠵᠢᠯ ᢈᠢᢉᠳᠡᠵᠦ ᠳᠠᠭᠤᠰᠤᠯᠤᠭ᠎ᠠ᠃
ᠴᠡᠴᠡᠷᠯᠢᢉ ᠦ᠋ᠨ ᠪᠠᠷᠢᠯᠭ᠎ᠠ ᠨᠢ ᠮᠣᠩᠭᠣᠯ ᠥᠪ ᠤᠯᠠᠮᠵᠢᠯᠠᠯ᠂ ᠶᠣᠰᠤ ᠵᠠᠩᠰᠢᠯ ᠢ᠋ ᠠᠭᠤᠯᠤᠭᠰᠠᠨ ᠔ ᠴᠣᠮᠴᠤᠭ ᢉᠡᠷ᠂ ᠬᠤᠪᠴᠠᠰᠤ ᠰᠣᠯᠢᠬᠤ ᠥᠷᠦᢉᠡ᠂ ᠭᠠᠯ ᠲᠣᠭᠤᠭ᠎ᠠ᠂ ᠠᠷᠢᠭᠤᠨ ᠴᠡᠪᠡᠷ ᠦ᠋ᠨ ᠥᠷᠦᢉᠡ ᠪᠣᠯᠤᠨ ᠪᠤᠰᠤᠳ ᠥᠷᠦᢉᠡ ᠲᠠᠰᠤᠯᠭ᠎ᠠ ᠨᠤᠭᠤᠳ ᠠ᠋ᠴᠠ ᠪᠦᠷᠢᠳᠦᢉᠰᠡᠨ ᠵᠣᢈᠢᠶᠠᠨ ᠪᠠᠶᠢᠭᠤᠯᠤᠯᠲᠠ ᠲᠠᠢ᠃
ᠲᠤᠰ ᠠᠵᠢᠯ ᠢ᠋ ᠨᠡᠶᠢᠰᠯᠡᠯ ᠦ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ ᠷᠢᠨᠤ ᠢᠨᠵᠧᠨᠧᠷᠢ ᠶ᠋ᠢ ᢈᠢᠻ ᢉᠦᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃