x

ᠰᠣᠩᢉᠢᠨᠠᠬᠠᠶᠢᠷᠬᠠᠨ ᠳᠡᢉᠦᠷᢉᠡ ᠶ᠋ᠢᠨ ᠘᠔ ᠳ᠋ᠦ᠋ᢉᠡᠷ ᠴᠡᠴᠡᠷᠯᠢᢉ ᠦ᠋ᠨ ᠥᠷᢉᠡᠳᢈᠡᠯ ᠦ᠋ᠨ ᠪᠠᠷᠢᠯᠭ᠎ᠠ ᠶ᠋ᠢᠨ ᠠᠵᠢᠯ ᠳᠠᠭᠤᠰᠤᠯᠤᠭ᠎ᠠ

ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠤ᠋ᠨ ᠴᠢᠨᠠᠷ ᢈᠦᠷᠲᠡᢉᠡᠮᠵᠢ᠂ ᢈᠦᠷᠦᠯᠴᠡᢉᠡ ᠬᠠᠩᠭᠠᠮᠵᠢ ᠶ᠋ᠢ ᠨᠡᠮᠡᢉᠳᠡᢉᠦᠯᢈᠦ ᠵᠣᠷᠢᠯᠭ᠎ᠠ ᠪᠠᠷ ᠰᠢᠨ᠎ᠡ ᠴᠡᠴᠡᠷᠯᠢᢉ ᠦ᠋ᠳ ᠪᠣᠯᠤᠨ᠂ ᠴᠡᠴᠡᠷᠯᠢᢉ ᠦ᠋ᠳ ᠦ᠋ᠨ ᠥᠷᢉᠡᠳᢈᠡᠯ ᠦ᠋ᠨ ᠪᠠᠷᠢᠯᠭ᠎ᠠ ᠤᠭᠰᠠᠷᠠᠯᠲᠠ᠂ ᠲᠣᢈᠢᠵᠢᠯᠲᠠ ᠶ᠋ᠢᠨ ᠠᠵᠢᠯ ᠤ᠋ᠳ ᢈᠢᢉᠳᠡᠵᠦ ᠪᠠᠶᠢᠨ᠎ᠠ᠃
ᠲᠣᠳᠤᠷᠠᠭᠤᠯᠪᠠᠯ: ᠰᠣᠩᢉᠢᠨᠠᠬᠠᠶᠢᠷᠬᠠᠨ ᠳᠡᢉᠦᠷᢉᠡ ᠶ᠋ᠢᠨ ᠖ ᠳ᠋᠋ᠤᠭᠠᠷ ᠬᠣᠷᠢᠶ᠎ᠠ ᠘᠔ ᠳ᠋ᠦ᠋ᢉᠡᠷ ᠴᠡᠴᠡᠷᠯᠢᢉ ᠦ᠋ᠨ ᠒᠔᠐ ᠣᠷᠤ ᠲᠠᠢ ᠥᠷᢉᠡᠳᢈᠡᠯ ᠦ᠋ᠨ ᠪᠠᠷᠢᠯᠭ᠎ᠠ ᠤᠭᠰᠠᠷᠠᠯᠲᠠ᠂ ᠳᠣᠲᠤᠷ᠎ᠠ ᠵᠠᠰᠠᠯ᠂ ᠢᠨ᠋ᠵᠧᠨᠧᠷ ᠦ᠋ᠨ ᠱᠤᠭᠤᠮ ᠰᠦᠯᠵᠢᠶ᠎ᠡ᠂ ᠴᠠᢈᠢᠯᠭᠠᠨ ᠬᠣᠯᠪᠤᠯᠲᠠ᠂ ᠳᠣᢈᠢᠶᠠᠯᠠᠯ ᠤ᠋ᠨ ᠠᠵᠢᠯ ᠪᠦᠷᠢᠨ ᠳᠠᠭᠤᠰᠴᠤ ᠭᠠᠳᠠᠨ᠎ᠠ ᠲᠠᠯᠠᠪᠠᠢ ᠶ᠋ᠢᠨ ᠲᠣᢈᠢᠵᠢᠯᠲᠠ ᠶ᠋ᠢᠨ ᠠᠵᠢᠯ ᠪᠤᠶᠤ ᠶᠠᠪᠠᠭᠠᠨ᠂ ᠠᠦ᠋ᠲ᠋ᠣ᠋ ᠵᠣᠭᠰᠤᠭᠠᠯ᠂ ᠲᠣᠭᠯᠠᠭᠠᠮ ᠤ᠋ᠨ ᠲᠠᠯᠠᠪᠠᠢ ᠶ᠋ᠢᠨ ᠲᠣᢈᠢᠵᠢᠯᠲᠠ ᠶ᠋ᠢᠨ ᢈᠢᢉᠳᠡᠵᠦ ᠳᠠᠭᠤᠰᠤᠯᠤᠭ᠎ᠠ᠃
ᠴᠡᠴᠡᠷᠯᠢᢉ ᠦ᠋ᠨ ᠥᠷᢉᠡᠳᢈᠡᠯ ᠦ᠋ᠨ ᠪᠠᠷᠢᠯᠭ᠎ᠠ ᠨᠢ ᠨᠡᠶᠢᠲᠡ ᠒᠕᠕᠒ ᠮ᠃ᠻᠸ ᠲᠠᠯᠠᠪᠠᠢ ᠲᠠᠢ ᠪᠥᢉᠡᠳ ᠵᠣᠭᠤᠷᠢ ᠲᠠᠢ ᠒ ᠳᠠᠪᠬᠤᠷ: ᠬᠤᠪᠴᠠᠰᠤ ᠰᠣᠯᠢᠬᠤ ᠥᠷᠦᢉᠡ᠂ ᠭᠠᠯ ᠲᠣᠭᠤᠭ᠎ᠠ᠂ ᠤᠷᠠᠯᠢᠭ ᠽᠠᠯ᠂ ᠡᠮᠴᠢ ᠶ᠋ᠢᠨ ᠥᠷᠦᢉᠡ᠂ ᠠᠷᠢᠭᠤᠨ ᠴᠡᠪᠡᠷ ᠦ᠋ᠨ ᠥᠷᠦᢉᠡ᠂ ᠳᠤᠰᠢ᠂ ᠠᠭᠤᠯᠬᠤ᠂ ᠤᠨᠲᠠᠯᠭ᠎ᠠ ᠶ᠋ᠢᠨ ᠥᠷᠦᢉᠡ᠂ ᠪᠦᠯᠦᢉ ᠦ᠋ᠨ ᠥᠷᠦᢉᠡ ᠨᠦ᠋ᢉᠦᠳ ᠪᠣᠯᠤᠨ ᠪᠤᠰᠤᠳ ᠥᠷᠦᢉᠡ ᠲᠠᠰᠤᠯᠭ᠎ᠠ ᠨᠤᠭᠤᠳ ᠠ᠋ᠴᠠ ᠪᠦᠷᠢᠳᠦᢉᠰᠡᠨ ᠵᠣᢈᠢᠶᠠᠨ ᠪᠠᠶᠢᠭᠤᠯᠤᠯᠲᠠ ᠲᠠᠢ᠃
ᠲᠤᠰ ᠠᠵᠢᠯ ᠢ᠋ ᠡᠳ᠋ ᠦ᠋ᠨ ᠵᠠᠰᠠᠭ ᠤ᠋ᠨ ᢈᠦᠨᠳᠦᠷᠡᠯ ᠦ᠋ᠨ ᠦᠶ᠎ᠡ ᠳ᠋ᠦ ᠪᠣᠯᠪᠠᠰᠤᠷᠠᠯ ᠤ᠋ᠨ ᠴᠢᠨᠠᠷ ᢈᠦᠷᠲᠡᢉᠡᠮᠵᠢ ᠶ᠋ᠢ ᠰᠠᠶᠢᠵᠢᠷᠠᠭᠤᠯᠬᠤ ᠲᠥᠰᠦᠯ ᠦ᠋ᠨ ᢈᠦᠷᠢᠶ ᠡᠨ ᠳ᠋ᠦ ᠠᠽᠢ ᠶ᠋ᠢᠨ ᢈᠥᢉᠵᠢᠯ ᠦ᠋ᠨ ᠪᠠᠩᠻᠢ ᠶ᠋ᠢᠨ ᠰᠠᠩᢈᠦᠵᠢᠯᠲᠡ ᠪᠡᠷ ᠪᠢᠶᠠᠨᠻᠣᠨᠧᠷ ᠢ᠋ᠶᠠᠨ ᠻᠣᠨᠰᠲ᠋ᠷᠠᠻᠱᠢᠨ ᢈᠢᠻ ᢈᠢᠵᠦ ᢉᠦᠢᠴᠡᠳᢈᠡᠨ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃