x

ᠬᠠᠭᠤᠴᠢᠨ ᠭᠠᠷᠠᠰᠢ ᠨᠤᠭᠤᠳ ᠢ᠋ ᠪᠠᠭᠤᠯᠭᠠᠵᠤ ᠴᠢᠯᠦᢉᠡᠯᠡᢉᠰᠡᠨ ᠭᠠᠵᠠᠷ ᠢ᠋ ᠨᠡᠶᠢᠲᠡ ᠶ᠋ᠢᠨ ᠵᠣᠷᠢᠭᠤᠯᠤᠯᠲᠠ ᠪᠠᠷ ᠲᠣᢈᠢᠵᠢᠭᠤᠯᠤᠯ ᠢ᠋ᠶᠠᠨ

ᠨᠡᠶᠢᠰᠯᠡᠯ ᠦ᠋ᠨ ᠵᠠᠰᠠᠭ ᠳᠠᠷᠤᠭ᠎ᠠ ᠶ᠋ᠢᠨ ᠵᠠᢈᠢᠷᠤᠮᠵᠢ ᠶ᠋ᠢᠨ ᢈᠦᠷᠢᠶᠡᠨ ᠳ᠋ᠦ ᠨᠡᠶᠢᠰᠯᠡᠯ ᠦ᠋ᠨ ᠨᠤᠲᠤᠭ ᠳᠡᠪᠢᠰᢈᠡᠷ ᠲᠦ ᠢᠷᢉᠡᠳ ᠦ᠋ᠨ ᠡᠷᠡᢉᠦᠯ᠂ ᠠᠶᠤᠯ ᠦᢉᠡᠢ ᠣᠷᠴᠢᠨ ᠳ᠋ᠤ ᠠᠮᠢᠳᠤᠷᠠᠬᠤ ᠡᠷᢈᠡ ᠶ᠋ᠢ ᠬᠠᠩᠭᠠᠬᠤ᠂ ᠭᠠᠵᠠᠷ ᠠᠰᠢᠭᠯᠠᠯᠲᠠ ᠶ᠋ᠢ ᠰᠠᠶᠢᠵᠢᠷᠠᠭᠤᠯᠬᠤ᠂ ᠵᠢᠭᠠᠭᠳᠠᠭᠰᠠᠨ ᠪᠠᠶᠢᠷᠢᠰᠢᠯ ᠤ᠋ᠨ ᠭᠠᠷᠠᠰᠢ ᠨᠤᠭᠤᠳ ᠢ᠋ ᠪᠠᠭᠤᠯᠭᠠᠵᠤ ᠨᠡᠶᠢᠲᠡ ᠶ᠋ᠢᠨ ᠵᠣᠷᠢᠭᠤᠯᠤᠯᠲᠠ ᠪᠠᠷ ᠲᠣᢈᠢᠵᠢᠭᠤᠯᠬᠤ ᠠᠵᠢᠯ ᠤ᠋ᠳ ᢈᠢᢉᠳᠡᠵᠦ ᠪᠠᠶᠢᠨ᠎ᠠ᠃ ᠲᠤᠰ ᠠᠵᠢᠯ ᠤ᠋ᠨ ᢈᠦᠷᠢᠶᠡᠨ ᠳ᠋ᠦ ᠪᠠᠶᠠᠩᠭᠣᠣᠯ ᠳᠡᢉᠦᠷᢉᠡ ᠶ᠋ᠢᠨ ᠔᠂ ᠑᠒᠂ ᠑᠓᠂ ᠑᠘ ᠳ᠋᠋ᠤᠭᠠᠷ ᠬᠣᠷᠢᠶᠠᠳ ᠤ᠋ᠨ ᠔ ᠪᠠᠶᠢᠷᠢᠰᠢᠯ ᠳ᠋ᠤ ᠨᠡᠶᠢᠲᠡ ᠶ᠋ᠢᠨ ᠡᠵᠡᠮᠰᠢᠯ ᠦ᠋ᠨ ᠲᠠᠯᠠᠪᠠᠢ ᠳ᠋ᠤ ᠪᠠᠶᠢᠭᠰᠠᠨ ᠬᠠᠭᠤᠴᠢᠨ ᠭᠠᠷᠠᠰᠢ ᠨᠤᠭᠤᠳ ᠢ᠋ ᠪᠦᠷᠢᠨ ᠴᠢᠯᠦᢉᠡᠯᠡᠵᠦ᠂ ᠲᠤᠰ ᠭᠠᠵᠠᠷ ᠢ᠋ ᠨᠡᠶᠢᠲᠡ ᠶ᠋ᠢᠨ ᠵᠣᠷᠢᠭᠤᠯᠤᠯᠲᠠ ᠪᠠᠷ ᠲᠣᢈᠢᠵᠢᠭᠤᠯᠬᠤ ᠪᠦᠲᠦᢉᠡᠨ ᠪᠠᠶᠢᠭᠤᠯᠤᠯᠲᠠ ᠶ᠋ᠢᠨ ᠠᠵᠢᠯ ᠳᠠᠭᠤᠰᠴᠤ ᠤᠯᠤᠰ ᠤ᠋ᠨ ᠻᠣᠮᠢᠰᠰ ᢈᠦᠯᠢᠶᠡᠨ ᠠᠪᠤᠯ᠎ᠠ᠃ ᠪᠦᠲᠦᢉᠡᠨ ᠪᠠᠶᠢᠭᠤᠯᠤᠯᠲᠠ ᠶ᠋ᠢᠨ ᠲᠠᠯᠠᠪᠠᠢ ᠳ᠋ᠤ ᠠᠦ᠋ᠲ᠋ᠣᠮᠠᠱᠢᠨ ᠤ᠋ ᠵᠣᠭᠰᠤᠭᠠᠯ᠂ ᠫᠠᠨᠳᠦᠰ᠂ ᠶᠠᠪᠤᠭᠠᠨ ᠵᠠᠮ᠂ ᠳᠤᠭᠤᠢ ᠶ᠋ᠢᠨ ᠵᠠᠮ᠂ ᠰᠫᠣᠷᠲ ᠲᠠᠯᠠᠪᠠᠢ᠂ ᠲᠣᠭᠯᠠᠭᠠᠮ ᠤ᠋ᠨ ᠲᠠᠯᠠᠪᠠᠢ᠂ ᠲᠠᠶᠢᠵᠠ᠂ ᢉᠡᠷᠡᠯᠲᠦᢉᠦᠯᢉᠡ᠂ ᠴᠢᢉᠢᠷᠠᠭᠵᠢᠭᠤᠯᠤᠯᠲᠠ ᠶ᠋ᠢᠨ ᠲᠥᢈᠦᢉᠡᠷᠦᠮᠵᠢ᠂ ᠨᠣᠭᠤᠭᠠᠨ ᠪᠠᠶᠢᠭᠤᠯᠤᠮᠵᠢ᠂ ᠰᠠᠨᠳᠠᠯᠢ ᠰᠡᢉᠦᠳᠡᠷᠡᠪᠴᠢ᠂ ᠬᠣᠭ ᠤ᠋ᠨ ᠰᠠᠪᠠ ᠪᠠᠶᠢᠷᠢᠰᠢᠭᠤᠯᠵᠤ ᠲᠣᢈᠢᠵᠢᠯᠲᠠ ᠶ᠋ᠢᠨ ᠠᠵᠢᠯ ᠢ᠋ ᠲᠤᠰ ᠲᠤᠰ ᢉᠦᠢᠴᠡᠳᢈᠡᢉᠡᠳ ᠪᠠᠶᠢᠨ᠎ᠠ᠃ ᠲᠤᠰ ᠠᠵᠢᠯ ᠢ᠋ ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ ᠯᠶᠦᠻᠰᠳᠠᠶᠢᠮᠣᠨ ᠳ᠋ᠤ ᢈᠢᠻ᠂ ᠠᠢ ᠪᠠᠢ ᠢ ᠵᠡᠲᠦ ᢉᠷᠦᠫ ᢈᠢᠻ-ᠢ‍ᠳ᠋ ᠤ᠋ᠨ ᠲᠦᠩᠰᠢᠯᠡᠯ ᢈᠢᠵᠦ ᢉᠦᠢᠴᠡᠳᢈᠡᠵᠦ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃