x

᠗᠒᠐ ᢈᠡᠦᢈᠡᠳ ᠦ᠋ᠨ ᠰᠠᠭᠤᠳᠠᠯ ᠪᠦᢈᠦᠢ ᠰᠤᠷᠭᠠᠭᠤᠯᠢ ᠶ᠋ᠢᠨ ᠪᠠᠷᠢᠯᠭ᠎ᠠ ᠠᠰᠢᠭᠯᠠᠯᠲᠠ ᠳ᠋ᠤ ᠣᠷᠤᠯ᠎ᠠ

ᠰᠦᢈᠡᠪᠠᠭᠠᠲᠤᠷ ᠳᠡᢉᠦᠷᢉᠡ ᠶ᠋ᠢᠨ ᠑᠒ ᠳ᠋ᠤᠭᠠᠷ ᠬᠣᠷᠢᠶᠠᠨ ᠳ᠋ᠤ ᠪᠠᠶᠢᠷᠢᠯᠠᠬᠤ ᠰᠤᠷᠭᠠᠭᠤᠯᠢ ᠶ᠋ᠢᠨ ᠪᠠᠷᠢᠯᠭ᠎ᠠ ᠠᠰᠢᠭᠯᠠᠯᠲᠠ ᠳ᠋ᠤ ᠣᠷᠤᠬᠤ ᠳ᠋ᠤ ᠪᠡᠯᠡᠨ ᠪᠣᠯᠤᠯᠤᠭ᠎ᠠ

ᠲᠣᠳᠤᠷᠠᠭᠤᠯᠪᠠᠯ: ᠲᠤᠰ ᠬᠣᠷᠢᠶ᠎ᠠ ᠨᠢ ᠤᠯᠤᠰ ᠤ᠋ᠨ ᠰᠤᠷᠭᠠᠭᠤᠯᠢ ᠦᢉᠡᠢ ᠪᠥᢉᠡᠳ  ᠗᠒᠐ ᢈᠡᠦᢈᠡᠳ ᠦ᠋ᠨ ᠰᠠᠭᠤᠳᠠᠯ ᠲᠠᠢ ᠰᠤᠷᠭᠠᠭᠤᠯᠢ ᠪᠠᠷᠢᠭᠳᠠᠭᠰᠠᠨ ᠢ᠋ᠶᠠᠷ ᠑᠔᠗᠑ ᠣᠷᠴᠢᠮ ᢈᠡᠦᢈᠡᠳ ᠦ᠋ᠳ ᠬᠠᠷᠢᠶ᠎ᠠ ᠣᠷᠴᠢᠨ ᠳ᠋ᠤ ᠪᠠᠨ ᠲᠠᠪᠠ ᠲᠤᠬᠠᠲᠠᠢ ᠰᠤᠷᠴᠤ ᠪᠣᠯᠪᠠᠰᠤᠷᠠᠬᠤ ᠪᠣᠯᠤᠮᠵᠢ ᠲᠠᠢ ᠪᠣᠯᠵᠤ ᠪᠠᠶᠢᠨ᠎ᠠ᠃

ᠳᠥᠷᠪᠡᠨ ᠪᠯᠣᠻ ᠪᠦᢈᠦᠢ ᠵᠣᠭᠤᠷᠢ ᠲᠠᠢ ᠓ ᠳᠠᠪᠬᠤᠷ ᠪᠠᠷᠢᠯᠭ᠎ᠠ ᠳ᠋ᠤ ᠠᠩᢉᠢ ᠲᠠᠩᢈᠢᠮ᠂ ᠡᠷᢈᠢᠯᠡᢉᠴᠢ ᠶ᠋ᠢᠨ ᠥᠷᠦᢉᠡ᠂ ᠨᠢᠭᠲᠠᠯᠠᠨ᠂ ᠨᠡᠶᠢᢉᠡᠮ ᠦ᠋ᠨ ᠠᠵᠢᠯᠲᠠᠨ ᠤ᠋ ᠥᠷᠦᢉᠡ᠂ ᠬᠤᠷᠠᠯ ᠤ᠋ᠨ ᠲᠠᠩᢈᠢᠮ᠂ ᠪᠠᠭᠰᠢ ᠨᠠᠷ ᠤ᠋ᠨ ᠥᠷᠦᢉᠡ᠂ ᠳᠠᠭᠤᠤ ᢈᠥᢉᠵᠢᠮ ᠦ᠋ᠨ ᠥᠷᠦᢉᠡ᠂ ᠻᠠᠪᠢᠨᠧᠲ ᠤ᠋ᠳ᠂ ᠰᠣᠶᠤᠯ ᠤ᠋ᠨ ᠲᠠᠩᢈᠢᠮ᠂ ᠽᠠᠯ᠂ ᠳᠤᠭᠤᠶᠢᠯᠠᠩ ᠤ᠋ᠨ ᠥᠷᠦᢉᠡ ᠪᠣᠯᠤᠨ ᠪᠤᠰᠤᠳ ᠥᠷᠦᢉᠡ ᠨᠦ᠋ᢉᠦᠳ ᠢ᠋ ᠲᠥᠯᠦᠪᠯᠡᠨ ᢉᠦᠶᠢᠴᠡᠳᢈᠡᠵᠡᠢ᠃

ᠳᠤᠯᠠᠭᠠᠨ ᠬᠠᠩᠭᠠᠮᠵᠢ ᠶ᠋ᠢ ᢈᠡᠢ ᠶ᠋ᠢᠨ ᠪᠠᠯᠯᠠᠨᠲᠤ ᠵᠤᠤᠬᠠᠨ ᠠ᠋ᠴᠠ ᠬᠠᠩᠭᠠᠬᠤ  ᠢᠵᠢ ᠪᠦᠷᠢᠨ ᠲᠥᢈᠦᢉᠡᠷᠦᠮᠵᠢ ᠰᠠᠭᠤᠷᠢᠯᠠᠭᠳᠠᠭᠰᠠᠨ ᠪᠠᠶᠢᠨ᠎ᠠ᠃

ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ ᠲᠤᠰ ᠪᠦᠲᠦᢉᠡᠨ ᠪᠠᠶᠢᠭᠤᠯᠤᠯᠲᠠ ᠶ᠋ᠢ ” ᠳᠠᠷᠴᠠᠭ ᠲᠤ ᠨᠣᠶᠠᠳ ᢉᠷᠦᠫ ᢈᠢᠻ” ᢉᠦᠶᠢᠴᠡᠳᢈᠡᠵᠦ᠂ ᠨᠡᠶᠢᠰᠯᠡᠯ ᠦ᠋ᠨ ᢈᠥᠷᠦᠩᢉᠡ ᠣᠷᠤᠭᠤᠯᠤᠯᠲᠠ ᠶ᠋ᠢᠨ ᠭᠠᠵᠠᠷ ᠵᠠᢈᠢᠶᠠᠯᠠᠭᠴᠢ ᠶ᠋ᠢᠨ ᠲᠧᢈᠨᠢᢉ ᠦ᠋ᠨ ᢈᠢᠨᠠᠯᠲᠠ ᠶ᠋ᠢ ᢈᠡᠷᠡᢉᠵᠢᢉᠦᠯᠦᠨ ᠠᠵᠢᠯᠯᠠᠯ᠎ᠠ᠃